1.ᠪᠠᠶᠢᠭᠤᠯᠭ᠎ᠠ  ᠶᠢᠨ ᠪᠢᠴᠢᠭ ᠮᠠᠲ᠋ᠧᠷᠢᠶᠠᠯ  ᠤᠨ ᠠᠭᠤᠯᠭ᠎ᠠ ᠶᠢ ᠬᠡᠷᠭᠢᠨ ᠣᠶᠢᠯᠭᠠᠬᠤ ︖
<< ᠲᠣᠭᠲᠠᠭᠠᠯ >> ( ᠤᠯᠤᠰ ᠤᠨ ᠳᠠᠩᠰᠠ ᠡᠪᠬᠡᠮᠡᠯ ᠦᠨ ᠲᠣᠪᠴᠢᠶ᠎ᠠ  ᠶᠢᠨ ᠨᠠᠢᠮᠠᠳᠤᠭᠠᠷ ᠵᠠᠷᠯᠢᠭ ) ᠬᠣᠶᠠᠳᠤᠭᠠᠷ
ᠵᠣᠷᠪᠤᠰ ᠵᠢᠭᠠᠵᠤ ᠭᠠᠷᠭᠠᠭᠰᠠᠨ᠄ “ ᠲᠤᠰ ᠲᠣᠭᠲᠠᠭᠠᠯ ᠳᠤᠮᠳᠠᠬᠢ ᠪᠠᠶᠢᠭᠤᠯᠭ᠎ᠠ  ᠶᠢᠨ ᠪᠢᠴᠢᠭ ᠮᠠᠲ᠋ᠧᠷᠢᠶᠠᠯ
ᠪᠣᠯ ᠪᠠᠶᠢᠭᠤᠯᠭ᠎ᠠ ᠶᠢᠨ ᠠᠵᠢᠯ ᠤᠨ ᠬᠦᠳᠡᠯᠭᠡᠭᠡᠨ ᠦ ᠶᠠᠪᠤᠴᠠ ᠳᠤᠮᠳᠠ ᠪᠦᠷᠢᠯᠳᠦᠭᠰᠡᠨ ᠡᠯᠳᠡᠪ ᠲᠦᠷᠦᠯ
ᠵᠦᠢᠯ ᠪᠣᠯᠤᠨ ᠠᠴᠢᠶᠠᠯᠠᠭᠴᠢ  ᠶᠢᠨ ᠲᠡᠥᠬᠡ ᠲᠡᠮᠲᠡᠭᠯᠡᠯ
     ᠪᠣᠯᠤᠨ᠎ᠠ”᠃ “ ᠪᠠᠶᠢᠭᠤᠯᠭ᠎ᠠ  ᠶᠢᠨ ᠪᠢᠴᠢᠭ ᠮᠠᠲ᠋ᠧᠷᠢᠶᠠᠯ ” ᠨᠢᠭᠡ ᠦᠭᠡᠰ ᠳᠠᠩᠰᠠ ᠡᠪᠬᠡᠮᠡᠯ ᠦᠨ ᠠᠵᠢᠯ ᠤᠨ ᠳᠤᠮᠳᠠ
ᠦᠷᠭᠡᠨ ᠬᠡᠷᠡᠭᠯᠡᠭᠳᠡᠨ᠎ᠡ᠃ ᠵᠢᠱᠢᠶᠡᠯᠡᠪᠡᠯ ᠂ ︽ ᠪᠠᠶᠢᠭᠤᠯᠭ᠎ᠠ  ᠶᠢᠨ ᠳᠠᠩᠰᠠ ᠡᠪᠬᠡᠮᠡᠯ ᠦᠨ ᠠᠵᠢᠯ ᠤᠨ
ᠳᠦᠷᠢᠮ ︾ ᠠᠷᠪᠠᠨ ᠬᠣᠶᠠᠳᠤᠭᠠᠷ ᠵᠣᠷᠪᠤᠰ᠂ ᠪᠠᠶᠢᠭᠤᠯᠭ᠎ᠠ  ᠶᠢᠨ ᠳᠠᠩᠰᠠ ᠡᠪᠬᠡᠮᠡᠯ ᠦᠨ ᠰᠠᠯᠠᠭ᠎ᠠ ᠮᠦᠴᠢᠷ ᠦᠨ
ᠬᠦᠯᠢᠶᠡᠨ ᠠᠪᠤᠭᠰᠠᠨ ᠳᠠᠩᠰᠠ ᠡᠪᠬᠡᠮᠡᠯ᠂“᠌᠌᠌ᠳᠠᠩᠰᠠ ᠡᠪᠬᠡᠮᠡᠯ ᠳ᠋ᠦ ᠣᠷᠤᠭᠤᠯᠬᠤ ᠪᠢᠴᠢᠭ ᠮᠠᠲ᠋ᠧᠷᠢᠶᠠᠯ ᠤᠨ
ᠪᠦᠷᠢᠨ ᠬᠦᠢᠴᠡᠳ ᠂ ᠪᠦᠷᠢᠨ ᠪᠦᠳᠦᠨ᠂” “ ᠳᠠᠩᠰᠠ ᠡᠪᠬᠡᠮᠡᠯ ᠳ᠋ᠦ ᠣᠷᠤᠭᠤᠯᠬᠤ ᠪᠢᠴᠢᠭ ᠮᠠᠲ᠋ᠧᠷᠢᠶᠠᠯ  ᠦᠨ
ᠬᠣᠭᠤᠷᠤᠨᠳᠤᠬᠢ ᠲᠡᠥᠬᠡᠨ ᠬᠠᠷᠢᠯᠴᠠᠭ᠎ᠠ ᠪᠠᠨ ᠬᠠᠳᠠᠭᠠᠯᠠᠬᠤ”  ᠳᠤ ᠲᠣᠬᠢᠷᠠᠬᠤ︔︽ ᠳᠠᠩᠰᠠ ᠡᠪᠬᠡᠮᠡᠯ ᠦᠨ
ᠬᠠᠤᠯᠢ ᠬᠡᠷᠡᠭᠵᠢᠭᠦᠯᠬᠦ ᠠᠷᠭ᠎ᠠ ︾ ᠠᠷᠪᠠᠨ ᠬᠣᠶᠠᠳᠤᠭᠠᠷ ᠵᠣᠷᠪᠤᠰ᠂ “ ᠤᠯᠤᠰ ᠤᠨ ᠳᠠᠩᠰᠠ ᠡᠪᠬᠡᠮᠡᠯ ᠦᠨ
ᠲᠣᠪᠴᠢᠶᠠᠨ ᠤ ᠪᠢᠴᠢᠭ ᠮᠠᠲ᠋ᠧᠷᠢᠶᠠᠯ ᠢ ᠬᠤᠷᠢᠶᠠᠩᠭᠤᠶᠢᠯᠠᠬᠤ ᠲᠤᠬᠠᠢ ᠲᠣᠭᠲᠠᠭᠠᠯ ᠠᠴᠠ ᠦᠨᠳᠦᠰᠦᠯᠡᠨ᠂
ᠡᠮᠬᠢᠳᠭᠡᠯ ᠪᠣᠯᠭᠠᠵᠤ ᠳᠠᠩᠰᠠ ᠡᠪᠬᠡᠮᠡᠯ ᠳᠦ ᠣᠷᠦᠭᠤᠯᠬᠤ ᠴᠢᠬᠤᠯᠠ ᠲᠠᠢ ᠮᠠᠲ᠋ᠧᠷᠢᠶᠠᠯ ᠶᠢ ᠲᠤᠰ ᠪᠠᠶᠢᠭᠤᠯᠭ᠎ᠠ ᠶᠢᠨ
ᠪᠢᠴᠢᠭᠡᠴᠢ ᠪᠣᠶᠤ ᠡᠷᠬᠢᠯᠡᠭᠰᠡᠨ ᠠᠵᠢᠯ ᠤᠨ ᠪᠠᠶᠢᠭᠤᠯᠤᠮᠵᠢ ᠠᠴᠠ ᠪᠦᠷᠢᠨ ᠭᠦᠢᠴᠡᠳ ᠴᠤᠭᠯᠠᠭᠤᠯᠤᠨ᠂
ᠴᠤᠭᠭᠠᠷ ᠲᠡᠭᠰᠢᠯᠡᠵᠦ᠂ ᠡᠪᠬᠡᠮᠡᠯᠡᠨ᠂ ᠲᠣᠭᠲᠠᠭᠰᠠᠨ ᠬᠣᠭᠤᠴᠠᠭᠠᠨ ᠳᠤ ᠲᠤᠰ ᠪᠠᠶᠢᠭᠤᠯᠭ᠎ᠠ ᠶᠢᠨ ᠳᠠᠩᠰᠠ
ᠡᠪᠬᠡᠮᠡᠯ ᠦᠨ ᠪᠠᠶᠢᠭᠤᠯᠤᠮᠵᠢ ᠪᠣᠶᠤ ᠠᠵᠢᠯᠲᠠᠨ  ᠳᠦ ᠲᠤᠰᠢᠶᠠᠨ ᠲᠦᠪᠯᠡᠷᠡᠨ ᠬᠠᠮᠢᠶᠠᠷᠤᠨ᠎ᠠ᠃ ”
     ᠡᠨᠡ << ᠲᠣᠭᠲᠠᠭᠠᠯ >>  ᠤᠨ ᠬᠣᠶᠠᠳᠤᠭᠠᠷ ᠵᠣᠷᠪᠤᠰ  ᠠᠴᠠ ᠲᠣᠳᠤ ᠵᠢᠭᠠᠭᠰᠠᠨ ᠨᠢ “ ᠪᠠᠶᠢᠭᠤᠯᠭ᠎ᠠ  ᠶᠢᠨ ᠪᠢᠴᠢᠭ
ᠮᠠᠲ᠋ᠧᠷᠢᠶᠠᠯ ” ᠪᠣᠯ ᠪᠠᠶᠢᠭᠤᠯᠭ᠎ᠠ  ᠠᠴᠠ ᠠᠵᠢᠯ ᠤᠨ ᠬᠦᠳᠡᠯᠭᠡᠭᠡᠨ  ᠦ ᠶᠠᠪᠤᠴᠠ ᠳᠤᠮᠳᠠ ᠪᠦᠷᠢᠯᠳᠦᠭᠰᠡᠨ
ᠡᠯ᠎ᠡ ᠲᠦᠷᠦᠯ ᠵᠦᠢᠯ ᠪᠣᠯᠤᠨ ᠠᠴᠢᠶᠠᠯᠠᠭᠴᠢ  ᠶᠢᠨ ᠲᠡᠦᠬᠡ ᠲᠡᠮᠲᠡᠭᠯᠡᠯ᠂ ᠪᠠᠶᠢᠭᠤᠯᠭ᠎ᠠ  ᠶᠢᠨ ᠪᠢᠴᠢᠭ
ᠮᠠᠲ᠋ᠧᠷᠢᠶᠠᠯ ᠦᠨ ᠠᠭᠤᠯᠤᠭᠳᠠᠬᠤᠨ  ᠳᠤ ᠲᠣᠳᠤ ᠵᠠᠭᠠᠭ ᠲᠣᠭᠲᠠᠭᠠᠪᠠ᠃ ᠲᠦᠷᠦᠯ ᠵᠦᠢᠯ ᠳᠡᠭᠡᠷ᠎ᠡ ᠡᠴᠡ
“ ᠪᠠᠶᠢᠭᠤᠯᠭ᠎ᠠ  ᠶᠢᠨ ᠪᠢᠴᠢᠭ ᠮᠠᠲ᠋ᠧᠷᠢᠶᠠᠯ ”  ᠶᠢ ᠪᠢᠴᠢᠭᠡᠴᠢ᠂ ᠠᠵᠢᠯᠲᠠᠨ ᠤ ᠶᠠᠪᠦᠳᠠᠯ᠂ ᠦᠨᠳᠦᠰᠦᠨ
ᠪᠦᠲᠦᠭᠡᠨ ᠪᠠᠶᠢᠭᠤᠯᠤᠯᠲᠠ ᠂ ᠨᠢᠭᠲᠠᠯᠠᠨ ᠪᠣᠳᠤᠭᠴᠢ ᠵᠡᠷᠭᠡ ᠬᠤᠪᠢᠶᠠᠨ᠎ᠠ; ᠠᠴᠢᠶᠠᠯᠠᠭᠴᠢ ᠳᠡᠭᠡᠷ᠎ᠡ ᠡᠴᠡ
ᠴᠠᠭᠠᠰᠤᠨ ᠴᠢᠨᠠᠷ᠂ ᠰᠣᠷᠢᠨᠵᠢᠨ ᠴᠢᠨᠠᠷ᠂ ᠡᠯᠧᠺᠲᠷᠣᠨ ᠴᠢᠨᠠᠷ ᠭᠡᠵᠤ ᠬᠤᠪᠢᠶᠠᠨ᠎ᠠ᠃ << ᠲᠣᠭᠲᠠᠭᠠᠯ >>
 ᠠᠴᠠ “ ᠪᠠᠶᠢᠭᠤᠯᠭ᠎ᠠ  ᠶᠢᠨ ᠪᠢᠴᠢᠭ ᠮᠠᠲ᠋ᠧᠷᠢᠶᠠᠯ ”  ᠤᠨ ᠠᠭᠤᠯᠤᠭᠳᠠᠬᠤᠨ ᠳᠤ ᠵᠠᠭᠠᠭ ᠲᠣᠭᠲᠠᠭᠠᠭᠰᠠᠨ
ᠪᠣᠯ᠂<< ᠲᠣᠭᠲᠠᠭᠠᠯ >> ᠪᠣᠯ ᠪᠠᠶᠢᠭᠤᠯᠭ᠎ᠠ ᠶᠢᠨ ᠡᠯ᠎ᠡ ᠲᠦᠷᠦᠯ ᠵᠦᠢᠯ ᠪᠣᠶᠤ ᠠᠴᠢᠶᠠᠯᠠᠭᠴᠢ   ᠤᠨ ᠳᠠᠩᠰᠠ
ᠡᠪᠬᠡᠮᠡᠯ   ᠳᠤ ᠣᠷᠤᠭᠤᠯᠬᠤ ᠠᠵᠢᠯ ᠳᠤ ᠬᠡᠷᠡᠭᠯᠡᠭᠳᠡᠵᠦ᠂ ᠵᠦᠪᠬᠡᠨ ᠪᠠᠶᠢᠭᠤᠯᠭ᠎ᠠ ᠶᠢᠨ ᠪᠢᠴᠢᠭᠡᠴᠢ
ᠮᠠᠲ ᠪᠢᠴᠢᠭ ᠮᠠᠲ᠋ᠧᠷᠢᠶᠠᠯ  ᠤᠨ ᠌᠌᠌᠋ᠧᠷᠢᠶᠠᠯ ᠤᠨ ᠳᠠᠩᠰᠠ ᠡᠪᠬᠡᠮᠡᠯ ᠳᠦ ᠣᠷᠤᠭᠤᠯᠬᠤ ᠠᠵᠢᠯ ᠳᠦ ᠴᠢᠭᠯᠡᠭᠦᠯᠦᠭᠰᠡᠨ
ᠪᠢᠰᠢ
     ᠃ ᠬᠡᠳᠦᠶᠢᠪᠡᠷ << ᠲᠣᠭᠲᠠᠭᠠᠯ >> ᠪᠣᠰᠤᠳ ᠲᠦᠷᠦᠯ ᠵᠦᠢᠯ ᠦᠨ ᠪᠢᠴᠢᠭ ᠮᠠᠲ᠋ᠧᠷᠢᠶᠠᠯ  ᠤᠨ ᠳᠠᠩᠰᠠ ᠡᠪᠬᠡᠮᠡᠯ  ᠳᠤ
ᠣᠷᠤᠭᠤᠯᠬᠤ ᠬᠦᠷᠢᠶ᠎ᠡ ᠬᠡᠪᠴᠢᠶ᠎ᠡ ᠪᠣᠯᠤᠨ ᠌᠌᠌ ᠳᠠᠩᠰᠠ ᠡᠪᠬᠡᠮᠡᠯ   ᠤᠨ ᠬᠠᠳᠠᠭᠠᠯᠠᠬᠤ ᠴᠠᠭ ᠬᠤᠭᠤᠴᠠᠭ᠎ᠠ
ᠦᠭᠡᠢ ᠂ ᠭᠡᠪᠡᠴᠦ << ᠲᠣᠭᠲᠠᠭᠠᠯ >>  ᠤᠨ ᠶᠢᠰᠦᠳᠦᠭᠡᠷ ᠵᠣᠷᠪᠤᠰ  ᠡᠴᠡ ᠦᠨᠳᠦᠰᠦᠯᠡᠪᠡᠯ᠂ “ ᠪᠠᠶᠢᠭᠤᠯᠭ᠎ᠠ
 ᠶᠢᠨ ᠪᠦᠷᠢᠯᠳᠦᠭᠰᠡᠨ ᠭᠦᠮᠦᠨ  ᠶᠠᠪᠦᠳᠠᠯ᠂ ᠦᠨᠳᠦᠰᠦᠨ ᠪᠦᠲᠦᠭᠡᠨ ᠪᠠᠶᠢᠭᠤᠯᠤᠯᠲᠠ ᠂ ᠨᠢᠭᠲᠠᠯᠠᠨ ᠪᠣᠳᠣᠭᠴᠢ
ᠵᠢᠴᠢ ᠪᠣᠰᠤᠳ ᠲᠤᠰᠬᠠᠢ ᠪᠢᠴᠢᠭ ᠮᠠᠲ᠋ᠧᠷᠢᠶᠠᠯ ᠤᠨ ᠳᠠᠩᠰᠠ ᠡᠪᠬᠡᠮᠡᠯ  ᠳᠤ ᠣᠷᠤᠭᠤᠯᠬᠤ ᠬᠦᠷᠢᠶ᠎ᠡ ᠬᠡᠪᠴᠢᠶ᠎ᠡ
ᠪᠣᠯᠤᠨ ᠳᠠᠩᠰᠠ ᠡᠪᠬᠡᠮᠡᠯ  ᠤᠨ ᠬᠠᠳᠠᠭᠠᠯᠠᠬᠤ ᠬᠤᠭᠤᠴᠠᠭ᠎ᠠ᠂ ᠤᠯᠤᠰ ᠤᠨ ᠬᠣᠯᠪᠤᠭᠳᠠᠯ ᠪᠦᠬᠦᠢ ᠲᠣᠭᠲᠠᠭᠠᠯ ᠢᠶᠠᠷ
ᠭᠦᠢᠴᠡᠳᠭᠡᠨ᠎ᠡ”᠃