2.ᠪᠠᠶᠢᠭᠤᠯᠭ᠎ᠠ ᠶᠢᠨ ᠪᠢᠴᠢᠭ ᠬᠠᠷ᠎ᠠ ᠶᠢᠨ ᠳᠠᠩᠰᠠ ᠡᠪᠬᠡᠮᠡᠯ ᠤᠨ ᠬᠠᠳᠠᠭᠠᠯᠠᠬᠤ ᠬᠤᠭᠤᠴᠠᠭ᠎ᠠ ᠬᠡᠷᠬᠢᠨ ᠬᠤᠪᠢᠶᠠᠷᠢᠯᠠᠬᠤ
<< ᠲᠣᠭᠲᠠᠭᠠᠯ >>  ᠤᠨ ᠵᠢᠷᠭᠤᠳᠦᠭᠠᠷ ᠵᠣᠷᠪᠤᠰ  ᠡᠴᠡ ᠦᠨᠳᠦᠰᠦᠯᠡᠪᠡᠯ᠂“ ᠪᠠᠶᠢᠭᠤᠯᠭ᠎ᠠ  ᠶᠢᠨ ᠪᠢᠴᠢᠭ
ᠬᠠᠷ᠎ᠠ ᠶᠢᠨ ᠳᠠᠩᠰᠠ ᠡᠪᠬᠡᠮᠡᠯ ᠤᠨ ᠬᠠᠳᠠᠭᠠᠯᠠᠬᠤ ᠬᠤᠭᠤᠴᠠᠭ᠎ᠠ ᠶᠢ ᠦᠨᠢ ᠡᠭᠦᠷᠢᠳᠡ ᠪᠣᠯᠤᠨ ᠲᠣᠭᠲᠠᠮᠠᠯ
ᠬᠤᠭᠤᠴᠠᠭ᠎ᠠ ᠬᠣᠶᠠᠷ ᠵᠦᠢᠯ ᠬᠤᠪᠢᠶᠠᠨ᠎ᠠ᠃ ᠲᠣᠭᠲᠠᠮᠠᠯ ᠬᠤᠭᠤᠴᠠᠭ᠎ᠠ ᠠᠳᠠᠯᠢ ᠨᠦᠬᠦᠴᠡᠯ ᠳᠣᠣᠷ᠎ᠠ 30 ᠵᠢᠯ᠂
10 ᠵᠢᠯ ᠪᠣᠯᠤᠨ᠎ᠠ” ᠃ᠦᠨᠢ ᠡᠭᠦᠷᠢᠳᠡ ᠬᠠᠳᠠᠭᠠᠯᠠᠨ ᠬᠠᠮᠢᠶᠠᠷᠬᠤ ᠪᠢᠴᠢᠭ ᠬᠠᠷ᠎ᠠ  ᠶᠢᠨ ᠳᠠᠩᠰᠠ ᠡᠪᠬᠡᠮᠡᠯ  
ᠬᠣᠯᠪᠤᠭᠳᠠᠯ ᠪᠦᠬᠦᠢ ᠲᠣᠭᠲᠠᠭᠠᠯ  ᠶᠢ ᠦᠨᠳᠦᠰᠦᠯᠡᠵᠦ ᠤᠯᠤᠰ ᠤᠨ ᠳᠠᠩᠰᠠ ᠡᠪᠬᠡᠮᠡᠯ ᠤᠨ ᠭᠠᠵᠠᠷ ᠵᠦᠭ
ᠰᠢᠯᠵᠢᠭᠦᠯᠦᠨ ᠲᠤᠰᠢᠶᠠᠵᠤ᠂ᠦᠨᠢ ᠡᠭᠦᠷᠢᠳᠡ ᠬᠠᠳᠠᠭᠠᠯᠠᠬᠤ ᠦᠨ᠎ᠡ ᠦᠷᠲᠡᠭ ᠲᠠᠢ ᠳᠠᠩᠰᠠ ᠡᠪᠬᠡᠮᠡᠯ  ᠢ
ᠲᠤᠰᠠᠲᠠᠢ ᠬᠠᠳᠠᠭᠠᠯᠠᠨ ᠬᠠᠮᠢᠶᠠᠷᠬᠤ ᠪᠣᠯᠤᠨ ᠬᠠᠮᠠᠭᠠᠯᠠᠯᠲᠠ ᠣᠯᠬᠤ ᠶᠢ ᠯᠠᠪᠲᠠᠢ ᠪᠠᠲᠤᠯᠠᠵᠤ᠂ ᠤᠯᠤᠰ ᠳᠤ
ᠲᠡᠦᠬᠡ  ᠶᠢᠨ ᠡᠳ᠋ ᠬᠦᠷᠦᠩᠭᠡ ᠪᠣᠯᠤᠨ ᠰᠣᠶᠣᠯ ᠤᠨ ᠡᠳ᠋ ᠬᠦᠷᠦᠩᠭᠡ ᠬᠤᠷᠠᠮᠲᠤᠭᠤᠯᠤᠨ᠎ᠠ᠃ᠲᠣᠭᠲᠠᠮᠠᠯ
ᠬᠤᠭᠤᠴᠠᠭ᠎ᠠ ᠬᠠᠳᠠᠭᠠᠯᠠᠨ ᠬᠠᠮᠢᠶᠠᠷᠬᠤ ᠪᠢᠴᠢᠭ ᠬᠠᠷ᠎ᠠ ᠶᠢᠨ ᠳᠠᠩᠰᠠ ᠡᠪᠬᠡᠮᠡᠯ ᠢ ᠭᠣᠣᠯ ᠨᠢ ᠪᠠᠶᠢᠭᠤᠯᠭ᠎ᠠ ᠶᠢᠨ
ᠦᠪᠡᠷᠲᠡᠭᠡᠨ ᠦᠯᠡᠳᠡᠭᠡᠨ ᠬᠠᠳᠠᠭᠠᠯᠠᠵᠦ᠂ ᠪᠠᠶᠢᠭᠤᠯᠠᠭ᠎ᠠ ᠶᠢᠨ ᠡᠳᠦᠷ ᠳᠣᠲᠤᠮ ᠤᠨ ᠠᠵᠢᠯ ᠳᠤ ᠪᠠᠶᠢᠴᠠᠭᠠᠨ
ᠰᠣᠳᠤᠯᠤᠨ ᠠᠰᠢᠭᠯᠠᠬᠤ ᠳᠤ ᠪᠡᠯᠡᠳᠭᠡᠨ᠎ᠡ᠃ ᠬᠠᠳᠠᠭᠠᠯᠠᠨ ᠬᠠᠮᠢᠶᠠᠷᠬᠤ ᠬᠤᠭᠤᠴᠠᠭ᠎ᠠ ᠭᠦᠢᠴᠡᠭᠡᠭᠰᠡᠨ
ᠬᠣᠶᠢᠨ᠎ᠠ ᠪᠠᠶᠢᠭᠤᠯᠭ᠎ᠠ ᠶᠢᠨ ᠬᠢᠨᠠᠨ ᠲᠣᠭᠲᠠᠭᠠᠵᠤ᠂ ᠤᠰᠠᠳᠭᠠᠬᠤ ᠪᠣᠶᠤ ᠬᠠᠳᠠᠭᠠᠯᠠᠬᠤ ᠬᠤᠭᠤᠴᠠᠭ᠎ᠠ ᠶᠢ
     ᠤᠷᠲᠤᠳᠬᠠᠨ᠎ᠠ᠃ ᠲᠣᠭᠲᠠᠮᠠᠯ ᠬᠤᠭᠤᠴᠠᠭ᠎ᠠ ᠶᠢ 30 ᠵᠢᠯ᠂ 10 ᠵᠢᠯ ᠬᠤᠪᠢᠶᠠᠬᠤ ᠨᠢ ᠠᠳᠠᠯᠢ ᠨᠦᠬᠦᠴᠡᠯ ᠠᠳᠠᠯᠢ ᠪᠠᠶᠢᠳᠠᠯ ᠳᠣᠣᠷ᠎ᠠ  ᠶᠢᠨ
ᠦᠨᠳᠦᠰᠦᠨ ᠬᠤᠪᠢᠶᠠᠷᠢᠯᠠᠬᠤ ᠠᠷᠭ᠎ᠠ ᠪᠣᠯᠤᠨ᠎ᠠ᠃ ᠪᠠᠶᠢᠭᠤᠯᠭ᠎ᠠ ᠠᠴᠠ ᠲᠤᠰ ᠪᠠᠶᠢᠭᠤᠯᠭ᠎ᠠ ᠶᠢᠨ ᠪᠣᠲᠠᠲᠠᠢ
ᠠᠵᠢᠯ ᠤᠨ ᠬᠡᠷᠡᠭᠴᠡᠭᠡ  ᠡᠴᠡ ᠦᠨᠳᠦᠰᠦᠯᠡᠵᠦ ᠬᠤᠭᠤᠴᠠᠭ᠎ᠠ ᠳᠡᠰ ᠨᠡᠮᠡᠵᠦ ᠪᠠᠶᠢᠭᠤᠯᠬᠤ ᠪᠣᠶᠤ ᠪᠡᠯᠡᠨ
ᠪᠠᠶᠢᠭ᠎ᠠ ᠬᠤᠭᠤᠴᠠᠭ᠎ᠠ  ᠪᠠᠨ ᠵᠣᠬᠢᠴᠠᠭᠤᠯᠤᠨ᠎ᠠ᠃ ᠲᠣᠭᠲᠠᠮᠠᠯ ᠬᠤᠭᠤᠴᠠᠭ᠎ᠠ ᠬᠠᠳᠠᠭᠠᠯᠠᠨ ᠬᠠᠮᠢᠶᠠᠷᠬᠤ
ᠪᠢᠴᠢᠭ ᠬᠠᠷ᠎ᠠ ᠶᠢᠨ ᠳᠠᠩᠰᠠ ᠡᠪᠬᠡᠮᠡᠯ ᠡᠷᠬᠡᠪᠰᠢ ᠴᠠᠭ ᠲᠡᠮᠲᠡᠭᠯᠡᠵᠦ ᠬᠤᠪᠢᠶᠠᠷᠢᠯᠠᠬᠤ ᠶᠢ ᠶᠠᠪᠤᠭᠤᠯᠬᠤ
ᠪᠣᠯ << ᠲᠣᠭᠲᠠᠭᠠᠯ >>  ᠠᠴᠠ ᠲᠣᠭᠲᠠᠮᠠᠯ ᠬᠤᠭᠤᠴᠠᠭ᠎ᠠ ᠬᠠᠳᠠᠭᠠᠯᠠᠨ ᠬᠠᠮᠢᠶᠠᠷᠬᠤ ᠳᠠᠩᠰᠠ ᠡᠪᠬᠡᠮᠡᠯ
 ᠦᠨ ᠴᠠᠭ ᠲᠡᠮᠲᠡᠭᠯᠡᠵᠦ ᠬᠤᠪᠢᠶᠠᠷᠢᠯᠠᠬᠤ ᠶᠢ ᠶᠠᠪᠤᠭᠤᠯᠬᠤ ᠦᠶᠡᠰ ᠦᠨ ᠦᠨᠳᠦᠰᠦᠨ ᠱᠠᠭᠠᠷᠳᠠᠯᠭ᠎ᠠ
ᠪᠣᠯᠤᠨ᠎ᠠ᠃ᠲᠣᠭᠲᠠᠮᠠᠯ ᠬᠤᠭᠤᠴᠠᠭ᠎ᠠ ᠬᠠᠳᠠᠭᠠᠯᠠᠨ ᠬᠠᠮᠢᠶᠠᠷᠬᠤ ᠳᠠᠩᠰᠠ ᠡᠪᠬᠡᠮᠡᠯ  ᠢ ᠴᠠᠭ ᠲᠡᠮᠲᠡᠭᠯᠡᠵᠦ
ᠬᠤᠪᠢᠶᠠᠷᠢᠯᠠᠬᠤ ᠶᠢ ᠶᠠᠪᠤᠭᠤᠯᠬᠤ᠂ ᠰᠢᠭᠤᠳ ᠲᠣᠳᠦᠷᠬᠠᠶᠢᠯᠠᠯ ᠪᠣᠶᠤ ᠲᠣᠭᠲᠠᠮᠠᠯ ᠬᠤᠭᠤᠴᠠᠭ᠎ᠠ ᠭᠡᠵᠦ
ᠪᠢᠴᠢᠵᠦ ᠪᠣᠯᠬᠤ ᠦᠭᠡᠢ ᠪᠣᠯᠤᠭᠰᠠᠨ ᠨᠢ ᠭᠣᠣᠯ ᠨᠢ ᠪᠠᠶᠢᠭᠤᠯᠭ᠎ᠠ ᠶᠢᠨ ᠬᠠᠳᠠᠭᠠᠯᠠᠬᠤ ᠬᠤᠭᠤᠴᠠᠭ᠎ᠠ ᠬᠦᠷᠦᠭᠰᠡᠨ
ᠳᠠᠩᠰᠠ ᠡᠪᠬᠡᠮᠡᠯ ᠤᠨ ᠬᠢᠨᠠᠨ ᠲᠣᠭᠲᠠᠭᠠᠬᠤ ᠤᠰᠠᠳᠬᠠᠬᠤ ᠠᠵᠢᠯ ᠳᠤ ᠳᠦᠭᠦᠮᠬᠡᠨ ᠪᠣᠯᠪᠠ᠃ᠴᠠᠭ ᠲᠡᠮᠲᠡᠭᠯᠡᠵᠦ
ᠬᠤᠪᠢᠶᠠᠷᠢᠯᠠᠬᠤ ᠶᠢ ᠲᠣᠳᠤ ᠪᠣᠯᠭᠠᠭᠰᠠᠨ ᠨᠢ ᠦᠩᠭᠡᠷᠡᠭᠰᠡᠨ ᠦ ᠳᠠᠩᠰᠠ ᠡᠪᠬᠡᠮᠡᠯ ᠤᠨ ᠬᠠᠳᠠᠭᠠᠯᠠᠬᠤ
ᠬᠤᠭᠤᠴᠠᠭ᠎ᠠ ᠶᠢ ᠬᠤᠪᠢᠶᠠᠷᠢᠯᠠᠬᠤ  ᠳᠤ ᠪᠠᠯᠠᠷᠬᠠᠢ ᠠᠷᠭ᠎ᠠ ᠶᠢ ᠢᠯᠠᠵᠤ᠂ ᠦᠩᠭᠡᠷᠡᠭᠰᠡᠨ ᠦ ᠣᠬᠣᠷ
ᠬᠤᠭᠤᠴᠠᠭ᠎ᠠ ᠳᠠᠩᠰᠠ ᠡᠪᠬᠡᠮᠡᠯ ᠶᠢ ᠬᠠᠳᠠᠭᠠᠯᠠᠨ ᠬᠠᠮᠢᠶᠠᠷᠬᠤ ( 15 ᠵᠢᠯ ᠡᠴᠡ ᠳᠣᠷᠤᠭᠰᠢ ) ᠠᠴᠠ ᠵᠠᠶᠢᠯᠠᠨ᠂15
ᠵᠢᠯ ᠡᠴᠡ ᠰᠡᠭᠦᠯᠡᠷ ᠰᠠᠶ᠋ᠢ ᠬᠢᠨᠠᠨ ᠲᠣᠭᠲᠠᠭᠠᠨ ᠤᠰᠠᠳᠬᠠᠬᠤ ᠠᠵᠢᠯ ᠢ ᠶᠠᠪᠤᠭᠤᠯᠤᠨ᠎ᠠ᠃ ᠤᠷᠲᠤ ᠬᠤᠭᠤᠴᠠᠭ᠎ᠠ
ᠳᠠᠩᠰᠠ ᠡᠪᠬᠡᠮᠡᠯ ᠶᠢ ᠬᠠᠳᠠᠭᠠᠯᠠᠨ ᠬᠠᠮᠢᠶᠠᠷᠬᠤ ( 16 ᠵᠢᠯ --50ᠵᠢᠯ )᠂50ᠵᠢᠯ ᠡᠴᠡ ᠰᠡᠭᠦᠯᠡᠷ ᠰᠠᠶ᠋ᠢ ᠬᠢᠨᠠᠨ
ᠲᠣᠭᠲᠠᠭᠠᠨ ᠤᠰᠠᠳᠬᠠᠬᠤ ᠠᠵᠢᠯ ᠢ ᠶᠠᠪᠤᠭᠤᠯᠤᠨ᠎ᠠ᠃
     ᠮᠠᠨ ᠤ ᠤᠯᠤᠰ ᠪᠢᠴᠢᠭ ᠬᠠᠷ᠎ᠠ ᠶᠢᠨ ᠳᠠᠩᠰᠠ ᠡᠪᠬᠡᠮᠡᠯ ᠤᠨ ᠬᠠᠳᠠᠭᠠᠯᠠᠬᠤ ᠬᠤᠭᠤᠴᠠᠭ᠎ᠠ ᠳᠤ ᠴᠠᠭ ᠲᠡᠮᠲᠡᠭᠯᠡᠬᠦ
ᠳᠦᠷᠢᠮ ᠠᠪᠴᠤ ᠬᠡᠷᠡᠭᠯᠡᠬᠦ ᠨᠢ ᠬᠠᠷᠠᠬᠠᠨ ᠡᠬᠢᠯᠡᠵᠦ ᠠᠯᠬᠤᠬᠤ ᠱᠠᠲᠤᠨ ᠳᠤ ᠣᠷᠤᠰᠢᠵᠤ᠂ ᠡᠸᠦ᠋ᠷᠦᠫᠡ ᠠᠮᠧᠷᠢᠺᠠ ᠶᠢᠨ
ᠨᠢᠭᠡ ᠪᠦᠯᠦᠭ ᠤᠯᠤᠰ  ᠲᠠᠢ ᠬᠠᠷᠢᠯᠴᠠᠨ ᠠᠳᠠᠯᠢᠳᠬᠠᠪᠠᠯ᠂ ᠴᠠᠭ ᠲᠡᠮᠲᠡᠭᠯᠡᠵᠦ ᠬᠤᠪᠢᠶᠠᠷᠢᠯᠠᠬᠤ ᠨᠢ ᠪᠠᠰᠠ
ᠪᠠᠷᠤᠭᠲᠠᠢ ᠪᠠᠶᠢᠨ᠎ᠠ᠃ ᠡᠨᠡ ᠨᠢ ᠭᠣᠣᠯ ᠪᠣᠯ ᠮᠠᠨ ᠤ ᠤᠯᠤᠰ ᠤᠨ ᠳᠠᠩᠰᠠ ᠡᠪᠬᠡᠮᠡᠯ ᠤᠨ ᠠᠵᠢᠯ ᠤᠨ ᠤᠳᠤᠮᠰᠢᠯ
ᠬᠠᠮᠢᠶᠠᠷᠤᠯᠲᠠ ᠶᠢᠨ ᠬᠡᠯᠪᠡᠷᠢ ᠪᠣᠯᠤᠨ ᠲᠡᠭᠰᠢᠯᠡᠬᠦ ᠠᠷᠭ᠎ᠠ ᠠᠩᠬᠠᠷᠴᠤ ᠪᠠᠶᠢᠨ᠎ᠠ᠃ ᠭᠡᠪᠡᠴᠦ ᠴᠠᠭ
ᠲᠡᠮᠲᠡᠭᠯᠡᠬᠦ ᠳᠦᠷᠢᠮ ᠳᠠᠩᠰᠠ ᠡᠪᠬᠡᠮᠡᠯ ᠤᠨ ᠬᠠᠳᠠᠭᠠᠯᠠᠬᠤ ᠬᠤᠭᠤᠴᠠᠭ᠎ᠠ ᠬᠤᠪᠢᠶᠠᠷᠢᠯᠠᠬᠤ ᠶᠢᠨ
ᠦᠭᠡᠷᠡᠴᠢᠯᠡᠬᠦ ᠵᠦᠭ ᠢ ᠲᠦᠯᠦᠭᠡᠯᠡᠨ᠎ᠡ᠃